ᠰᠠᠢᠬᠠᠨ ᠮᠤᠩᠭᠤᠯ ᠮᠤᠷᠢ ᠦᠭᠡ᠄ ᠳᠠᠪᠬᠠᠳᠤᠷᠵᠢ ᠠᠶ᠎ᠠ᠄ ᠫᠦᠷᠪᠦᠰᠦᠷᠦᠩ ᠳᠠᠭᠤᠴᠢᠨ᠄ ᠬᠠᠯᠢᠨ ᠠᠭᠤᠯᠠ ᠵᠢᠨ ᠰᠠᠢᠬᠠᠨ ᠵᠤ ᠳ᠋ᠤ ᠨᠢ ᠨᠠᠷᠠᠨ ‍ᠣ ᠲᠤᠶᠠᠭ᠎ᠠ ᠰᠤᠯᠤᠩᠭᠠᠷᠠᠭᠰᠠᠨ ᠨᠠᠪᠴᠢᠳᠤ ᠰᠠᠢᠬᠠᠨ ᠲᠠᠯ᠎ᠠ ᠳ᠋ᠤ ᠨᠢ ᠰᠠᠯᠬᠢ ᠢᠰᠭᠢᠷᠡᠭᠦᠯᠦᠨ ᠨᠠᠭᠠᠳᠤᠭᠰᠠᠨ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ᠵᠡᠭᠡᠷ᠎ᠡ ᠵᠢ ᠭᠦᠢᠴᠡᠮ᠎ᠡ ᠬᠤᠷᠳᠤ ᠪᠡᠷ᠎ᠡ ᠵᠢᠡᠨ ᠬᠡᠭᠡᠷ᠎ᠡ ᠲᠠᠯ᠎ᠠ ᠵᠢ ᠳᠤᠭᠤᠯᠬᠤ ᠳᠠᠭᠠᠨ ᠤᠨᠠᠭᠠᠨ ᠪᠠᠭ᠎ᠠ ᠡᠴᠡ ᠪᠠᠨ ᠬᠤᠯᠠ ᠶᠠᠪᠤᠭᠰᠠᠨ ᠴᠤ ᠤᠨᠠᠭᠰᠠᠨ ᠨᠤᠲᠤᠭ ᠳᠠᠭᠠᠨ ᠡᠷᠬᠢᠭᠡᠳ ᠢᠷᠡᠭᠰᠡᠨ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ( [ᠨᠤᠮᠢᠨ ᠴᠢᠮᠡᠭᠡ ᠳᠠᠢᠨ ‍ᠣ ᠲᠠᠯᠠᠪᠤᠷ ᠳ᠋ᠤ ᠡᠨᠳᠡᠭᠰᠡᠨ ᠡᠵᠡᠨ ᠵᠢᠡᠨ ᠳᠠᠢᠰᠤᠨ ‍ᠣ ᠰᠠᠪᠠᠷ ᠳ᠋ᠤ ᠠᠯᠳᠠᠭ᠎ᠠ ᠦᠭᠡᠢ ᠲᠠᠢᠴᠢᠨ ᠨᠦᠬᠦᠳ ᠦᠨ ᠵᠢᠡᠨ ᠬᠡᠬᠦᠷ ᠢ ᠰᠠᠬᠢᠨ ᠨᠢᠯᠪᠤᠰᠤ ᠪᠦᠮᠪᠦᠷᠢᠭᠦᠯᠦᠨ ᠵᠤᠭᠰᠤᠵᠤ ᠪᠠᠢᠭᠰᠠᠨ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ ᠰᠠᠢᠬᠠᠨ ᠮᠤᠩᠭᠤᠯ ᠮᠤᠷᠢ ᠮᠢᠨᠢ᠂ ᠰᠠᠢᠬᠠᠨ ᠮᠤᠩᠭᠤᠯ ᠮᠤᠷᠢ ᠮᠢᠨᠢ